ᠶᠡᠬᠡ ᠮᠣᠩᠭᠣᠯ ᠤᠯᠤᠰ ᠪᠠᠢᠭᠤᠯᠤᠭᠳᠠᠭᠰᠠᠨ ᠤ 820 ᠵᠢᠯ ᠦᠨ ᠣᠢ ᠳᠤ ᠵᠣᠷᠢᠭᠤᠯᠤᠭᠰᠠᠨ 《ᠶᠡᠬᠡ ᠵᠠᠰᠠᠭ ᠪᠠ ᠬᠠᠤᠯᠢ ᠵᠠᠰᠠᠭᠯᠠᠬᠤᠢ》 ᠰᠡᠳᠦᠪᠲᠦ ᠡᠷᠳᠡᠮ ᠰᠢᠨᠵᠢᠯᠡᠭᠡᠨ ᠦ ᠬᠤᠷᠠᠯ 11 ᠰᠠᠷ᠎ᠠ ᠶᠢᠨ 09 ᠳᠦ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠶᠢᠨ ᠢᠪᠡᠭᠡᠯ ᠳᠣᠣᠷ᠎ᠠ ᠲᠥᠷᠥ ᠶᠢᠨ ᠣᠷᠳᠣᠨ ᠳᠤ ᠪᠣᠯᠤᠯ᠎ᠠ᠃
ᠮᠣᠩᠭᠣᠯ ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ᠂ ᠫᠠᠷᠯᠠᠮᠧᠨᠲ ᠤᠨ ᠰᠤᠳᠤᠯᠭ᠎ᠠ ᠬᠥᠭᠵᠢᠯ ᠦᠨ ᠬᠦᠷᠢᠶᠡᠯᠡᠩ ᠪᠣᠯᠤᠨ ᠬᠠᠷᠠᠬᠣᠷᠣᠮ ᠬᠣᠲᠠ ᠶᠢᠨ ᠵᠥᠪᠯᠡᠯ ᠬᠠᠮᠲᠤᠷᠠᠨ ᠵᠣᠬᠢᠶᠠᠨ ᠪᠠᠢᠭᠤᠯᠤᠭᠰᠠᠨ ᠲᠤᠰ ᠬᠤᠷᠠᠯ ᠢ ᠤᠯᠤᠰ ᠤᠨ ᠶᠡᠬᠡ ᠬᠤᠷᠠᠯ ᠤᠨ ᠳᠠᠷᠤᠭ᠎ᠠ ᠰ ∙ ᠪᠢᠮᠪᠠᠴᠣᠭᠲᠤ ᠨᠡᠭᠡᠭᠡᠵᠦ ᠬᠡᠯᠡᠭ᠍ᠰᠡᠨ ᠦᠭᠡᠨ ᠳᠦ ᠪᠡᠨ᠄ 《ᠲᠥᠷᠥ ᠶᠢᠨ ᠬᠦᠴᠦ ᠡᠷᠬᠡ ᠮᠡᠳᠡᠯ ᠳᠦ ᠪᠤᠰᠤ᠂ ᠠᠷᠠᠳ ᠲᠦᠮᠡᠨ ᠦ ᠪᠡᠨ ᠢᠲᠡᠭᠡᠯ ᠳᠦ ᠣᠷᠣᠰᠢᠳᠠᠭ᠃ ᠢᠷᠭᠡᠳ ᠢᠶᠡᠨ ᠰᠣᠨᠣᠰᠳᠠᠭ ᠫᠠᠷᠯᠠᠮᠧᠨᠲ ᠪᠣᠯ ᠬᠠᠮᠤᠭ ᠤᠨ ᠠᠷᠠᠳᠴᠢᠯᠠᠭᠰᠠᠨ ᠫᠠᠷᠯᠠᠮᠧᠨᠲ ᠬᠡᠮᠡᠨ ᠣᠨᠴᠠᠯᠠᠭᠠᠳ᠂ ᠤᠯᠤᠰ ᠤᠨ ᠶᠡᠬᠡ ᠬᠤᠷᠠᠯ ᠤᠨ ᠦᠢᠯᠡ ᠠᠵᠢᠯᠯᠠᠭ᠎ᠠ ᠶᠢ ᠨᠡᠭᠡᠭᠡᠯᠲᠡᠲᠡᠢ ᠪᠣᠯᠭᠠᠵᠤ᠂ ᠢᠷᠭᠡᠳ ᠮᠡᠳᠡᠭᠡᠯᠡᠯ᠂ ᠪᠠᠷᠢᠮᠲᠠ ᠲᠠᠢ ᠴᠠᠬᠢᠮ ᠢᠶᠠᠷ ᠲᠠᠨᠢᠯᠴᠠᠬᠤ ᠪᠣᠯᠤᠮᠵᠢ ᠶᠢ ᠪᠦᠷᠢᠳᠦᠭᠦᠯᠦᠭᠰᠡᠨ ᠪᠣᠯᠤᠨ 《ᠤᠯᠤᠰ ᠤᠨ ᠶᠡᠬᠡ ᠬᠤᠷᠠᠯ ᠲᠠᠨ ᠢ ᠰᠣᠨᠣᠰᠴᠤ ᠪᠠᠢᠨ᠎ᠠ》 ᠫᠯᠠᠲ᠋ᠹᠣᠷᠮ ᠢ ᠠᠵᠢᠯᠯᠠᠭᠤᠯᠵᠤ ᠡᠬᠢᠯᠡᠭᠰᠡᠨ ᠢ ᠳᠤᠷᠠᠳᠴᠠᠢ᠃
ᠮᠥᠨ ᠨᠠᠢᠮᠠᠨ ᠵᠠᠭᠤᠨ ᠤ ᠲᠡᠷᠲᠡᠭᠡ ᠶᠡᠬᠡ ᠮᠣᠩᠭᠣᠯ ᠤᠯᠤᠰ ᠤᠨ ᠲᠥᠷᠥ ᠶᠢᠨ ᠬᠡᠷᠡᠭ ᠢ ᠭᠠᠭᠴᠠᠭᠠᠷ ᠰᠢᠢᠳᠬᠦ ᠪᠤᠰᠤ᠂ ᠬᠠᠮᠲᠤ ᠪᠠᠷ ᠵᠥᠪᠰᠢᠨ ᠬᠡᠯᠡᠯᠴᠡᠳᠡᠭ ᠪᠠᠢᠭᠰᠠᠨ ᠲᠥᠷᠥᠳᠦ ᠶᠣᠰᠣᠨ ᠤ ᠤᠯᠠᠮᠵᠢᠯᠠᠯ ᠥᠨᠥ ᠴᠠᠭ ᠲᠤ ᠠᠷᠠᠳᠴᠢᠯᠠᠯ᠂ ᠵᠥᠪᠰᠢᠯᠴᠡᠯ ᠦᠨ ᠦᠨᠡᠲᠦ ᠵᠦᠢᠯ ᠪᠣᠯᠤᠨ ᠦᠷᠭᠦᠯᠵᠢᠯᠡᠵᠦ ᠪᠠᠢᠭ᠎ᠠ ᠶᠢ ᠲᠡᠮᠳᠡᠭᠯᠡᠭᠰᠡᠨ ᠪᠠᠢᠨ᠎ᠠ᠃
ᠬᠤᠷᠠᠯ ᠤᠨ ᠠᠩᠬᠠᠨ ᠤ ᠢᠯᠡᠳᠬᠡᠯ ᠢ ᠮᠣᠩᠭᠣᠯ ᠤᠯᠤᠰ ᠤᠨ ᠭᠤᠷᠪᠠᠳᠠᠬᠢ ᠶᠡᠷᠦᠩᠬᠡᠢᠯᠡᠭᠴᠢ᠂ ᠬᠠᠷᠠᠬᠣᠷᠣᠮ ᠬᠣᠲᠠ ᠶᠢᠨ ᠵᠥᠪᠯᠡᠯ ᠦᠨ ᠳᠠᠷᠤᠭ᠎ᠠ ᠨ ∙ ᠡᠩᠬᠡᠪᠠᠶᠠᠷ《ᠳᠢᠭ ᠵᠢᠷᠤᠮ ᠪᠠ ᠬᠠᠤᠯᠢ᠄ Pax Mongolica᠂ ᠶᠡᠬᠡ ᠵᠠᠰᠠᠭ᠂ ᠬᠠᠷᠠᠬᠣᠷᠣᠮ》ᠰᠡᠳᠦᠪ ᠢᠶᠡᠷ ᠲᠠᠨᠢᠯᠴᠠᠭᠤᠯᠤᠯ᠎ᠠ᠃ ᠲᠡᠷᠡᠪᠡᠷ ᠢᠯᠡᠳᠬᠡᠯ ᠳᠦ ᠪᠡᠨ《ᠶᠡᠬᠡ ᠵᠠᠰᠠᠭ》ᠬᠠᠤᠯᠢ ᠶᠢᠨ ᠲᠤᠬᠠᠢ ᠪᠢᠳᠡ ᠶᠠᠮᠠᠷ ᠪᠠᠷᠢᠮᠲᠠ ᠮᠡᠳᠡᠳᠡᠭ᠂ ᠡᠬᠡ ᠪᠢᠴᠢᠪᠦᠷᠢ ᠨᠢ ᠦᠯᠡᠳᠡᠭᠡ ᠦᠭᠡᠢ ᠬᠠᠤᠯᠢ ᠶᠢ ᠶᠠᠭᠠᠬᠢᠭᠠᠳ ᠦᠨᠳᠦᠰᠦᠨ ᠬᠠᠤᠯᠢ ᠲᠠᠢ ᠠᠳᠠᠯᠢᠳᠬᠠᠨ ᠦᠵᠡᠵᠦ ᠪᠣᠯᠬᠤ᠂ ᠮᠥᠨ ᠶᠡᠬᠡ ᠬᠤᠷᠠᠯᠳᠠᠢ᠂ ᠬᠠᠷᠠᠬᠣᠷᠣᠮ᠂ Pax Mongolica ᠲᠠᠢ ᠶᠠᠮᠠᠷ ᠬᠣᠯᠪᠣᠭ᠎ᠠ ᠲᠠᠢ ᠪᠠᠢᠭᠰᠠᠨ ᠲᠠᠯ᠎ᠠ ᠪᠠᠷ ᠬᠥᠨᠳᠡᠭᠰᠡᠨ ᠶᠤᠮ᠃
The post 《ᠶᠡᠬᠡ ᠵᠠᠰᠠᠭ ᠪᠠ ᠬᠠᠤᠯᠢ ᠵᠠᠰᠠᠭᠯᠠᠬᠤᠢ》ᠡᠷᠳᠡᠮ ᠰᠢᠨᠵᠢᠯᠡᠭᠡᠨ ᠦ ᠬᠤᠷᠠᠯ ᠪᠣᠯᠤᠯ᠎ᠠ appeared first on News.MN - ᠮᠡᠳᠡᠭᠡᠯᠡᠯ ᠦᠨ ᠡᠬᠢ ᠰᠤᠷᠪᠤᠯᠵᠢ.






